Sukiii歌曲封面
00:00
03:47
🔊

Zurag Shig

专辑
Zurag Shig
发行日期
2023-05-17
流派
暂无
时长
03:47
播放次数
2,356,789
收藏人数
156,432
歌词
相关信息

作词 : Sukiii

作曲 : Sukiii

编曲 : Sukiii

ᠨᠤᠲᠤᠭ ᠤᠨ ᠰᠢᠷᠤᠢ ᠠᠴᠠ ᠪᠠᠨ ᠰᠢᠮ ᠡ ᠬᠦᠷᠲᠡᠵᠦ ᠪᠢ ᠡᠷ ᠡ ᠶᠢᠨ ᠴᠡᠭᠡᠯ ᠳᠦ ᠨᠢ ᠬᠦᠷᠦᠭᠰᠡᠨ ᠬᠤᠶᠢᠨ ᠠ

ᠠᠯᠢ ᠬᠣᠯᠠ ᠶᠢᠨ ᠭᠠᠵᠠᠷ ᠲᠤ ᠪᠢ ᠴᠡᠭᠡᠵᠢ ᠲᠡᠨᠢᠭᠦᠨ ᠠᠯᠬᠤᠵᠤ ᠪᠠᠶᠢᠨ ᠠ

ᠠᠭᠲᠠ ᠶᠢᠨ ᠨᠢᠷᠤᠭᠤᠨ ᠳᠡᠭᠡᠷ ᠡ ᠡᠴᠡ ᠠᠯᠠᠭ ᠳᠡᠯᠡᠬᠡᠢ ᠶᠢᠨ ᠰᠠᠯᠬᠢ ᠶᠢ ᠬᠠᠭᠠᠯᠤᠨ ᠠ

ᠲᠠᠩᠰᠣᠭ ᠠᠭᠤᠳᠠᠮ ᠵᠠᠮ ᠢᠶᠠᠷ ᠲᠠᠯ ᠠ ᠶᠢᠨ ᠴᠡᠴᠡᠭ ᠢ ᠬᠠᠷᠠᠭᠠᠨ ᠳᠤ ᠲᠠᠭᠠᠯᠠᠨ ᠠ

ᠠᠬᠢᠵᠤ ᠲᠦᠷᠦᠭᠰᠡᠨ ᠪᠣᠯ ᠪᠢ ᠡᠨ᠋ᠳᠡ ᠪᠡᠨ ᠲᠠᠬᠢᠨ ᠲᠦᠷᠦᠬᠦ

ᠴᠣᠬᠢᠯᠲᠠ ᠪᠦᠬᠦᠢ ᠵᠢᠷᠦᠬᠡᠨ ᠳᠥ ᠮᠢᠨᠢ ᠡᠬᠡ ᠨᠤᠲᠤᠭ ᠤᠨ ᠳᠥᠷᠬᠦ

ᠬᠤᠭᠤᠷ ᠤᠨ ᠡᠭᠡᠰᠢᠭ ᠂ ᠬᠥᠭᠡᠮᠡᠢ ᠶᠢᠨ ᠠᠶᠠᠯᠭᠤ ᠳᠤ ᠤᠶᠠᠷᠠᠨ ᠳᠣᠭᠳᠣᠯᠵᠣ ᠪᠠᠶᠢᠭ ᠠ

ᠮᠢᠨᠦ ᠤᠶᠠᠬᠠᠨ ᠰᠡᠳᠭᠢᠯ ᠦᠨ ᠮᠢᠨᠢ ᠠᠷᠭᠠᠮᠵᠢᠶ ᠠ ᠪᠣᠯᠣᠭᠰᠠᠨ ᠨᠤᠲᠤᠭ ᠲᠤ ᠪᠠᠨ ᠬᠦᠷᠬᠦ

ᠮᠢᠨᠦ ᠲᠥᠷᠥᠭᠰᠡᠨ ᠨᠤᠲᠤᠭ ᠶᠠᠭ ᠯᠠ ᠵᠢᠷᠤᠭ ᠰᠢᠭ

ᠮᠡᠨ᠋ᠳᠦ ᠶᠢᠨ ᠴᠡᠩᠬᠡᠷ ᠬᠠᠳᠠᠭ ᠢᠶᠠᠨ ᠳᠡᠯᠬᠡᠨ ᠤᠷᠢᠬᠤ ᠰᠢᠭ

ᠬᠣᠯᠠ ᠶᠢᠨ ᠣᠯᠠᠨ ᠬᠦᠮᠦᠰ ᠵᠣᠷᠢᠨ ᠢᠷᠡᠬᠦ ᠰᠢᠭ

ᠬᠣᠷᠸ ᠠ ᠳᠡᠯᠡᠬᠡᠢ ᠪᠢᠳᠡᠨ ᠦ ᠳᠠᠭᠤᠤ ᠪᠠᠷ ᠰᠡᠷᠡᠬᠦ ᠰᠢᠭ

ᠮᠠᠰᠢᠨ ᠲᠠᠪᠬᠢᠬᠤ ᠬᠤᠷᠳᠤ ᠲᠠᠢ ᠵᠤᠨ ᠤ ᠭᠤᠷᠪᠠᠨ ᠰᠠᠷ ᠠ

ᠮᠠᠭᠠᠳ ᠤᠶᠢᠳᠬᠠᠷ ᠭᠤᠨᠢᠭ ᠵᠢᠡᠨ ᠣᠷᠬᠢᠨ ᠣᠳᠣ ᠰᠡᠷᠢ

ᠠᠭᠤᠯᠠᠰ ᠡᠭᠦᠯᠡᠰ ᠦᠨ ᠳᠡᠭᠡᠭᠦᠷ ᠮᠠᠨ᠋ᠳᠤᠬᠤ ᠤᠯᠠᠭᠠᠨ ᠨᠠᠷᠠ ᠰᠢᠭ

ᠣᠳᠣ ᠭᠠᠷᠤᠭᠠᠳ ᠬᠦᠷ ᠨᠠᠮᠠᠶᠢ ᠳᠠᠭᠠᠭᠠᠳ ᠢᠷ ᠡ

ᠰᠡᠳᠭᠢᠯ ᠢ ᠲᠠᠲᠠᠭᠰᠠᠨ ᠡᠨᠡ ᠳᠠᠭᠤᠨ ᠳᠤ ᠪᠢ ᠰᠣᠭᠲᠣᠭᠣᠷᠠᠨ ᠠ

ᠰᠢᠪᠡᠷᠡᠨ ᠣᠷᠣᠭᠰᠠᠨ ᠪᠣᠷᠣᠭᠠᠨ ᠳᠤ ᠨᠢ ᠥᠪᠡᠷ ᠢᠶᠡᠨ ᠳᠣᠭᠳᠣᠯᠣᠨ

ᠦᠷ ᠦᠨ ᠭᠡᠭᠡ ᠰᠢᠪᠠᠭᠤᠳ ᠤᠨ ᠴᠢᠮᠡᠭᠡ ᠲᠡᠢ ᠬᠠᠮᠲᠤ ᠨᠣᠶᠢᠷᠰᠤᠪᠠ

ᠦᠯᠢᠭᠡᠷ ᠳᠣᠮᠣᠭ ᠨᠢ ᠠᠮᠤᠭᠤᠯᠠᠩ ᠬᠥᠳᠡᠭᠡ ᠶᠢ ᠳᠦᠷᠰᠦᠯᠡᠪᠡ

ᠦᠳᠡᠰᠢ ᠶᠢᠨ ᠲᠤᠶᠠᠭᠠᠨ ᠳᠤ ᠳᠤᠯᠠᠭᠠᠴᠠᠭᠰᠠᠨ ᠴᠡᠴᠡᠭᠡᠰ ᠨᠢ ᠮᠢᠰᠢᠶᠡᠵᠦ

ᠥᠩᠭᠡᠷᠡᠭᠰᠡᠨ ᠢ ᠮᠢᠨᠢ ᠣᠷᠣ ᠲᠠᠰᠤ ᠮᠠᠷᠲᠠᠭᠤᠯᠪᠠ

ᠬᠠᠷᠠᠭᠠᠳ ᠬᠠᠷᠠᠭᠠᠳ ᠰᠡᠳᠭᠢᠯ ᠬᠠᠨᠤᠳᠠᠭ ᠦᠭᠡᠢ

ᠬᠠᠶᠢᠷ ᠠ ᠶᠢ ᠲᠠᠲᠠᠭᠰᠠᠨ ᠦᠯᠦᠭᠡᠢ ᠨᠤᠲᠤᠭ ᠮᠢᠨᠢ

ᠨᠤᠲᠤᠭ ᠤᠨ ᠮᠢᠨᠢ ᠰᠠᠯᠬᠢ ᠲᠠᠶᠢᠪᠤᠩ ᠠᠮᠤᠭᠤᠯᠠᠩ

ᠨᠠᠭᠤᠷ ᠤᠨ ᠮᠢᠨᠢ ᠬᠥᠪᠡᠭᠡᠨ ᠳᠦ ᠰᠢᠪᠠᠭᠤᠳ ᠨᠢ ᠵᠢᠷᠭᠢᠭᠡᠳ

ᠲᠣᠭᠣᠷᠢᠭ ᠰᠠᠷᠠᠨ ᠤ ᠮᠥᠩᠭᠦᠨ ᠲᠤᠶᠠᠭᠠᠨ ᠳᠥ

ᠳᠤᠯᠠᠭᠠᠨ ᠰᠦᠨᠢ ᠶᠢ ᠮᠢᠯᠢᠶᠠᠨ ᠴᠢᠮᠡᠯ ᠡ

ᠳᠣᠭᠳᠣᠯᠬᠣ ᠰᠡᠳᠭᠢᠯ ᠦᠨ ᠮᠢᠨᠢ ᠭᠦᠨ ᠳᠥ ᠰᠢᠷᠦᠭᠦᠨ ᠳᠠᠪᠠᠯᠭᠠᠨ ᠪᠣᠰᠣᠯ ᠠ

ᠵᠠᠭᠤᠨ ᠵᠠᠭᠤᠨ ᠢ ᠲᠤᠭᠤᠯᠤᠨ ᠢᠷᠦᠭᠡᠯ ᠳᠦᠭᠦᠷᠡᠩ ᠪᠡᠯᠭᠡᠳᠡᠭᠰᠡᠨ

ᠮᠢᠨᠦ ᠵᠢᠷᠦᠬᠡᠨ ᠳᠦ ᠤᠶᠠᠭᠠᠲᠠᠢ ᠠᠭᠤᠯᠠ ᠤᠰᠤᠨ ᠤ ᠮᠢᠨᠢ ᠴᠢᠮᠡᠭᠡ

ᠴᠤᠤᠭᠢᠶ ᠠ ᠨᠠᠷᠭᠢᠶ ᠠ ᠳᠤᠮᠳᠠ ᠪᠠᠨ ᠵᠢᠷᠦᠬᠡ ᠬᠥᠪᠥᠯᠵᠡᠭᠡᠳ

ᠮᠢᠨᠦ ᠵᠡᠭᠦᠳᠦᠨ ᠳᠦ ᠬᠣᠯᠪᠤᠭᠠᠲᠠᠢ ᠡᠬᠡ ᠣᠷᠣᠨ ᠤ ᠮᠢᠨᠢ ᠴᠢᠮᠡᠭ

ᠬᠥᠳᠡᠭᠡ ᠬᠡᠭᠡᠷ ᠡ ᠶᠢᠨ ᠰᠠᠶᠢᠬᠠᠨ ᠴᠡᠯᠡᠭᠡᠷᠬᠡᠨ ᠲᠠᠯ ᠠ ᠪᠠᠨ

ᠬᠥᠯᠥᠭ ᠦᠨ ᠬᠣᠩᠭᠣᠷ ᠦᠦᠷᠰᠡᠭᠡ ᠪᠡᠷ ᠰᠡᠷᠡᠭᠡᠶ ᠡ

ᠬᠠᠩᠭᠠᠢ ᠳᠡᠯᠡᠬᠡᠢ ᠶᠢᠨ ᠴᠡᠩᠬᠡᠷᠡᠭᠦᠬᠡᠨ ᠰᠣᠨᠣᠷ ᠢ

ᠬᠠᠲᠠᠷᠢᠶᠠᠲᠤ ᠮᠣᠷᠢᠳ ᠤᠨ ᠲᠦᠪᠡᠷᠭᠡᠨ ᠢᠶᠡᠷ ᠶᠦᠷᠭᠦᠭᠦᠯᠦᠶ ᠡ

ᠤᠷᠲᠤ ᠶᠢᠨ ᠳᠠᠭᠤᠤ ᠶᠢᠨ ᠤᠶᠠᠨ ᠳᠤᠤᠯᠢᠶᠠᠨ ᠳᠥ

ᠠᠭᠤᠯᠠ ᠶᠢᠨ ᠤᠨᠢᠶᠠᠷ ᠤᠶᠠᠷᠠᠨ ᠨᠡᠭᠦᠭᠡᠳ

ᠬᠠᠩᠭᠠᠢ ᠶᠢᠨ ᠪᠤᠭᠤᠷᠤᠯ ᠲᠡᠦᠬᠡ ᠴᠤᠤᠷᠢᠶᠠᠨ ᠳᠥ

ᠬᠠᠶᠢᠷᠬᠠᠨ ᠠᠭᠤᠯᠠ ᠶᠢᠨ ᠰᠠᠯᠬᠢ ᠨᠢ ᠱᠤᠤᠭᠢᠭᠠᠳ

ᠮᠢᠨᠦ ᠲᠥᠷᠥᠭᠰᠡᠨ ᠨᠤᠲᠤᠭ ᠶᠠᠭ ᠯᠠ ᠵᠢᠷᠤᠭ ᠰᠢᠭ

ᠮᠡᠨ᠋ᠳᠦ ᠶᠢᠨ ᠴᠡᠩᠬᠡᠷ ᠬᠠᠳᠠᠭ ᠢᠶᠠᠨ ᠳᠡᠯᠬᠡᠨ ᠤᠷᠢᠬᠤ ᠰᠢᠭ

ᠬᠣᠯᠠ ᠶᠢᠨ ᠣᠯᠠᠨ ᠬᠦᠮᠦᠰ ᠵᠣᠷᠢᠨ ᠢᠷᠡᠬᠦ ᠰᠢᠭ

ᠬᠣᠷᠸ ᠠ ᠳᠡᠯᠡᠬᠡᠢ ᠪᠢᠳᠡᠨ ᠦ ᠳᠠᠭᠤᠤ ᠪᠠᠷ ᠰᠡᠷᠡᠬᠦ ᠰᠢᠭ

ᠮᠠᠰᠢᠨ ᠲᠠᠪᠬᠢᠬᠤ ᠬᠤᠷᠳᠤ ᠲᠠᠢ ᠵᠤᠨ ᠤ ᠭᠤᠷᠪᠠᠨ ᠰᠠᠷ ᠠ

ᠮᠠᠭᠠᠳ ᠤᠶᠢᠳᠬᠠᠷ ᠭᠤᠨᠢᠭ ᠵᠢᠡᠨ ᠣᠷᠬᠢᠨ ᠣᠳᠣ ᠰᠡᠷᠢ

ᠠᠭᠤᠯᠠᠰ ᠡᠭᠦᠯᠡᠰ ᠦᠨ ᠳᠡᠭᠡᠭᠦᠷ ᠮᠠᠨ᠋ᠳᠤᠬᠤ ᠤᠯᠠᠭᠠᠨ ᠨᠠᠷᠠ ᠰᠢᠭ

ᠣᠳᠣ ᠭᠠᠷᠤᠭᠠᠳ ᠬᠦᠷ ᠨᠠᠮᠠᠶᠢ ᠳᠠᠭᠠᠭᠠᠳ ᠢᠷ ᠡ

历史记录

!
提示
播放失败哦,因为我没有版权😂哈哈哈。