01作词 : RedHill↗02 作曲 : ZasagZaya↗03ᠰᠠᠨᠠᠭ᠎ᠠ ᠪᠠᠷ ᠪᠠᠢᠳᠠᠭ ᠦᠭᠡᠢ᠂ ᠪᠢ ᠶᠠᠭᠤᠨ ᠡᠴᠡ ᠴᠦ ᠠᠶᠤᠬᠤ ᠦᠭᠡᠢ↗04ᠰᠡᠨᠡ ᠬᠤᠷᠸ᠎ᠠ ᠶᠢᠨ ᠡᠷᠢᠶᠡᠨ ᠪᠠᠷᠠᠭᠠᠨ ᠶᠠᠮᠠᠷ ᠪᠠᠢᠭᠰᠠᠨ ᠴᠦ ᠬᠠᠮᠢᠶ᠎ᠠ ᠦᠭᠡᠢ↗05ᠵᠠᠷᠢᠮ ᠬᠦᠮᠦᠰ ᠶᠢᠨ ᠦᠵᠡᠯ ᠰᠠᠨᠠᠭ᠎ᠠ ᠶᠠᠮᠠᠷ ᠪᠠᠢᠬᠤ ᠶᠢ ᠮᠡᠳᠡᠬᠦ ᠦᠭᠡᠢ↗06ᠰᠦᠪᠡᠷ ᠦᠨ ᠪᠤᠳᠤᠭᠰᠠᠨ ᠰᠠᠨᠠᠭᠰᠠᠨ ᠪᠦᠬᠦᠨ ᠢᠶᠡᠨ ᠵᠤᠷᠢᠭ ᠮᠤᠬᠤᠬᠤ ᠦᠭᠡᠢ ᠬᠡᠯᠡᠨ᠎ᠡ᠂ ᠪᠢ↗07 ᠡᠴᠢᠭᠡ ᠳᠡᠭᠡᠳᠦᠰ ᠡᠴᠡ ᠪᠢᠳᠡ ᠪᠦᠬᠦᠨ ᠳᠦ ᠦᠪ ᠪᠤᠯᠭᠠᠨ ᠦᠯᠡᠳᠡᠭᠡᠭᠰᠡᠨ↗08ᠰᠦᠨᠳᠦᠰᠦᠲᠡᠨ ᠤ ᠮᠢᠨᠢ ᠰᠦᠭ ᠰᠦᠨᠡᠰᠦ ᠭᠡᠵᠦ ᠪᠢᠳᠡ ᠪᠦᠬᠦᠨ ᠤ ᠳᠡᠭᠡᠳᠦᠯᠡᠭᠰᠡᠨ↗09ᠰᠦᠰᠬᠦ ᠡᠴᠡ ᠰᠤᠷᠤᠭᠰᠠᠨ ᠦᠨᠳᠦᠰᠦᠨ ᠬᠡᠯᠡ ᠭᠡᠵᠦ ᠡᠭᠦᠷᠢᠳᠡ ᠮᠢᠨᠤ ᠴᠡᠭᠡᠵᠢᠨ ᠳ᠋ᠦ ᠤᠷᠤᠰᠢᠬᠤ↗10ᠰᠠᠯᠠᠭ ᠳᠡᠯᠡᠬᠡᠢ ᠳᠦ ᠬᠤᠤᠰ ᠦᠭᠡᠢ ᠭᠠᠭᠴᠠᠭᠠᠷ ᠴᠢ ᠪᠤᠰᠤᠭ᠎ᠠ ᠪᠠᠢᠭᠰᠠᠨ↗11 ᠮᠤᠩᠭᠤᠯ ᠬᠡᠯᠡ ᠮᠢᠨᠢ ᠡᠨᠳᠡ ᠪᠠᠢᠨ᠎ᠠ᠂ ᠵᠢᠷᠦᠬᠡᠨ ᠳ᠋ᠦ ᠪᠠᠢᠨ᠎ᠠ᠂ ᠲᠡᠥᠬᠡᠨ ᠳ᠋ᠦ ᠪᠠᠢᠨ᠎ᠠ᠂↗12ᠰᠠᠯᠠᠭ ᠬᠤᠷᠸ᠎ᠠ ᠲᠤᠭᠤᠰᠤᠲᠤ ᠤᠷᠴᠢᠯᠠᠩ ᠳᠤ ᠬᠤᠤᠰ ᠦᠭᠡᠢ ᠲᠡᠭᠡᠵᠦ ᠪᠤᠰᠤᠭ᠎ᠠ ᠪᠠᠢᠨ᠎ᠠ᠃↗13 ᠭᠡᠪᠡᠴᠦ ᠪᠢᠳᠡᠨ ᠳᠦ ᠡᠬᠡ ᠬᠡᠯᠡ ᠮᠢᠨᠢ ᠤᠷᠴᠢᠮ ᠤᠨ ᠦᠶ᠎ᠡ ᠪᠡᠷ ᠨᠤᠭᠤᠷᠠᠯ ᠳ᠋ᠦ ᠤᠴᠠᠷᠠᠵᠦ↗14 ᠮᠤᠩᠭᠤᠯ ᠰᠤᠶᠤᠯ ᠳᠤ ᠪᠡᠨ ᠬᠠᠢᠷᠠᠲᠠᠢ ᠬᠦᠮᠦᠰ ᠲᠡᠷᠡ ᠪᠦᠬᠦᠨ ᠦ ᠰᠠᠨᠠᠭ᠎ᠠ ᠶᠢ ᠮᠡᠬᠡᠯᠡᠵᠦ↗15 ᠡᠳᠡᠭᠡᠷ ᠪᠦᠬᠦᠨ ᠨᠢᠳᠦᠨ ᠡᠮᠦᠨ᠎ᠡ ᠢᠯᠡᠷᠡᠵᠦ ᠪᠠᠢᠭ᠎ᠠ᠂ ᠡᠭᠦᠰᠴᠦ ᠪᠠᠢᠭ᠎ᠠ↗16 ᠬᠠᠷᠢᠨ ᠪᠢᠳᠡ ᠵᠦᠪᠬᠡᠨ ᠲᠡᠭᠦᠨ ᠢ ᠬᠠᠷᠠᠵᠦ ᠰᠠᠭᠤᠭ᠎ᠠ᠂ ᠦᠵᠡᠵᠦ ᠰᠠᠭᠤᠭ᠎ᠠ᠃↗17ᠰᠦᠨᠳᠦᠰᠦᠲᠡᠨ ᠦ ᠮᠢᠨᠢ ᠠᠯᠳᠠᠭ᠎ᠠ ᠤᠨᠤᠭ᠎ᠠ ᠰᠡᠳᠬᠢᠯ ᠳᠦ ᠮᠢᠨᠢ ᠲᠤᠳᠤᠷᠠᠯ᠎ᠠ↗18 ᠡᠳᠤᠷ ᠰᠦᠨᠢ ᠦᠭᠡᠢ ᠵᠦᠩᠳᠡᠭᠡᠨ ᠪᠢ ᠬᠠᠷ᠎ᠠ ᠳᠠᠷᠤᠵᠦ ᠡᠬᠢᠯᠡᠯ᠎ᠡ᠃↗19 ᠬᠡᠯᠡ ᠬᠢᠯᠢ ᠮᠠᠯ ᠭᠤᠷᠪᠠ ᠲᠠᠢ ᠪᠡᠨ ᠮᠤᠩᠭᠤᠯ ᠪᠠᠶᠠᠨ᠃↗20 ᠬᠦᠰᠡᠵᠦ ᠨᠠᠢᠳᠠᠭᠰᠠᠨ ᠪᠦᠬᠦᠨ ᠢᠶᠡᠨ᠂ ᠪᠠᠰᠠ ᠰᠠᠨᠠᠭᠤᠯᠵᠦ ᠳᠠᠭᠤᠯᠤᠭᠰᠠᠨ ᠪᠦᠬᠦᠨ ᠢᠶᠡᠨ↗21 ᠪᠠᠰᠠ ᠬᠡᠯᠡ ᠮᠢᠨᠢ ᠤᠷᠬᠢᠭ᠍ᠳᠠᠵᠦ ᠬᠡᠭᠡᠷ᠎ᠡ ᠮᠢᠨᠢ ᠡᠵᠡᠭᠦᠢᠷᠡᠵᠦ ᠪᠠᠢᠭ᠎ᠠ ᠶᠢ ᠦᠭᠦᠯᠡᠯᠡ᠂↗22 ᠡᠮᠭᠡᠨᠢᠯᠲᠦ ᠪᠠᠢᠳᠠᠯ ᠢ ᠬᠠᠷᠠᠯ᠎ᠠ᠂ ᠪᠢ ᠨᠢᠯᠪᠤᠰᠤ ᠪᠡᠨ ᠳᠤᠲᠤᠭᠰᠢ ᠪᠡᠨ ᠵᠠᠯᠭᠢᠯ᠎ᠠ↗23 ᠪᠢ ᠦᠪᠡᠷᠰᠡᠳ ᠦᠨ ᠢᠶᠡᠨ ᠢᠷᠡᠭᠡᠳᠦᠢ ᠢ ᠪᠤᠳᠤᠬᠤ ᠪᠡᠢ ᠵᠢᠷᠦᠬᠡᠨ ᠳ᠋ᠦ ᠬᠠᠷ᠎ᠠ ᠪᠠᠭᠤᠨ᠎ᠠ᠃↗24ᠰᠠᠮᠢᠳᠤᠷᠠᠯ ᠤᠳᠤ ᠨᠠᠳᠠ ᠳᠤ ᠶᠠᠭᠤ ᠨᠢᠭᠡ ᠶᠢ ᠦᠭᠦᠯᠡᠵᠦ ᠪᠤᠢ᠂ ᠮᠡᠳᠡᠷᠡᠭᠦᠯᠵᠦ ᠪᠤᠢ↗25ᠦᠰᠬᠦ ᠡᠴᠡ ᠰᠤᠷᠤᠭᠰᠠᠨ ᠦᠨᠳᠦᠰᠦᠨ ᠬᠡᠯᠡ ᠴᠢᠬᠢᠨ ᠳ᠋ᠦ ᠮᠢᠨᠢ ᠭᠤᠨᠢᠭᠯᠠᠵᠤ ᠪᠤᠢ↗26ᠡᠭᠡᠰᠢᠩ ᠲᠤᠯᠤᠭᠠᠨ ᠴᠠᠭᠠᠨ ᠲᠤᠯᠤᠭᠠᠢ ᠬᠡᠯᠡ ᠶᠢ ᠮᠢᠨᠢ ᠬᠤᠷᠴᠠᠯᠠᠵᠦ ᠪᠤᠢ↗27 ᠡᠨᠡᠬᠦ ᠵᠢᠷᠦᠬᠡᠨ ᠦ ᠬᠢᠯᠢᠢᠩ ᠤᠳᠤ ᠡᠨᠳᠡ ᠡᠴᠡ ᠪᠤᠴᠠᠯᠠᠵᠦ ᠪᠤᠢ↗28ᠡᠪᠦᠭᠡᠳ ᠦᠨ ᠲᠤᠭᠤᠷᠪᠢᠭᠰᠠᠨ ᠢᠷᠠᠭᠤ ᠨᠠᠢᠷᠠᠭ ᠤᠨ ᠤᠩᠭᠤᠳ ᠡᠬᠡ ᠬᠡᠯᠡ↗29ᠡᠳᠦᠷ ᠤᠨ ᠤᠳᠠᠭᠠᠨ ᠤᠨ ᠤ ᠤᠷᠤᠰᠬᠠᠯ ᠳᠤ ᠤᠴᠠᠷᠠᠭᠰᠠᠨ ᠬᠠᠷ᠎ᠠ ᠨᠢᠭᠦᠯ↗30ᠦᠷ᠎ᠡ ᠬᠤᠢᠴᠢᠰ ᠤᠨ ᠦᠪ ᠰᠤᠶᠤᠯ ᠤᠨ ᠬᠠᠶᠠᠭᠳᠠᠯ ᠭᠡᠭᠡᠭᠳᠡᠯ↗31ᠦᠷᠦᠭᠡᠯ ᠬᠠᠷᠢᠴᠤᠤᠯ ᠤᠨ ᠵᠠᠪᠰᠠᠷ ᠵᠠᠭᠠᠭ ᠤᠨ ᠲᠠᠯᠢᠮᠳᠠᠭᠤᠯᠤᠯ↗32ᠬᠠᠷᠠᠵᠦ ᠪᠠᠢ᠂ ᠬᠠᠷᠠᠵᠦ ᠪᠠᠢ᠂ ᠬᠠᠷᠠᠭᠠᠨ ᠳ᠋ᠦ ᠴᠢᠨᠢ ᠲᠤᠯᠵᠦ ᠪᠤᠢ↗33ᠮᠡᠳᠡᠵᠦ ᠪᠤᠢ᠂ ᠮᠡᠳᠡᠵᠦ ᠪᠤᠢ᠂ ᠮᠠᠨᠠᠢᠬᠢᠨ ᠳ᠋ᠦ ᠤᠳᠤ ᠢᠷᠡᠵᠦ ᠪᠤᠢ↗34ᠮᠠᠷᠭᠠᠰᠢ ᠶᠠᠮᠠᠷ ᠪᠤᠯᠠᠬᠤ ᠶᠢ ᠮᠠᠨᠤᠰ ᠦᠪᠡᠷᠰᠡᠳ ᠢᠶᠡᠨ ᠮᠡᠳᠡᠷᠡᠬᠦ ᠵᠦᠢᠯ↗35ᠮᠠᠨᠠᠨ ᠲᠠᠢ ᠨᠡᠢᠭᠡᠮ ᠳ᠋ᠦ ᠮᠠᠨ ᠤ ᠰᠠᠬᠢᠬᠤ ᠬᠢᠯᠢ᠂ ᠬᠡᠯᠡ᠂ ᠰᠤᠶᠤᠯ↗36ᠦᠨᠳᠦᠰᠦᠲᠡᠨ ᠦ ᠦᠭᠡ ᠬᠡᠯᠡ ᠦᠰᠦᠭ ᠪᠢᠴᠢᠭ ᠦᠪ ᠰᠤᠶᠤᠯ ᠤᠨ ᠰᠦᠯᠳᠡ↗37ᠡᠭᠦᠨ ᠢ ᠪᠡᠨ ᠪᠤᠰᠤᠳ ᠲᠤ ᠭᠠᠷᠳᠠᠭᠤᠯᠪᠠᠯ ᠶᠤᠰᠤᠲᠠᠢ ᠤᠰᠤᠨ ᠲᠡᠨᠡᠩ↗38 ᠡᠨᠡ ᠳᠠᠭᠤᠨ ᠳᠤ ᠪᠢᠴᠢᠭᠳᠡᠬᠦ ᠬᠦᠰᠡᠯ ᠨᠠᠢᠳᠠᠯᠭ᠎ᠠ ᠬᠤᠯᠠ ᠶᠢᠨ ᠬᠠᠷᠢᠭᠤ ᠶᠢ↗39ᠬᠦᠮᠦᠰ ᠲᠠᠨᠠᠷ ᠦᠭᠡ ᠬᠡᠯᠡ ᠦᠰᠦᠭ ᠪᠢᠴᠢᠭ ᠡᠴᠡ ᠪᠡᠨ ᠬᠠᠢᠭᠠᠴᠢ᠃↗40ᠲᠦᠷᠦ ᠤᠯᠤᠰ ᠨᠢ ᠮᠦᠬᠦᠭᠡᠳ᠂ ᠪᠤᠰᠤᠳ ᠲᠤ ᠪᠤᠭᠤᠯᠴᠢᠯᠠᠭᠳᠠᠭᠰᠠᠨ ᠠᠷᠠᠳ ᠲᠦᠮᠡᠨ ᠬᠡᠷᠪᠡ ᠲᠦᠷᠦᠯᠬᠢ ᠬᠡᠯᠡ ᠪᠡᠨ ᠮᠠᠷᠲᠠᠭ᠎ᠠ ᠦᠭᠡᠢ᠂ ᠪᠠᠲᠦ ᠴᠡᠭᠡᠵᠢᠯᠡᠵᠦ ᠪᠠᠢᠭ᠎ᠠ ᠴᠠᠭ ᠲᠦ ᠱᠤᠷᠤᠩ ᠶᠢᠨ ᠡᠭᠦᠳᠡᠨ ᠤ ᠲᠦᠯᠬᠢᠭᠦᠷ ᠢ ᠠᠳᠬᠤᠵᠦ ᠪᠠᠢᠭ᠎ᠠ ᠲᠠᠢ ᠠᠳᠠᠯᠢ ᠶᠤᠮ ᠰᠢᠦ↗41ᠳᠠᠬᠢᠯᠲᠠ↗42ᠡᠬᠡ ᠤᠷᠤᠨ ᠢᠶᠠᠨ ᠮᠠᠭᠲᠠᠨ ᠳᠠᠭᠤᠯᠠᠶ᠎ᠠ᠂ ᠡᠬᠡ ᠬᠡᠯᠡ ᠪᠡᠨ ᠴᠦ ᠮᠠᠭᠲᠠᠨ ᠳᠠᠭᠤᠯᠠᠶ᠎ᠠ᠂↗43ᠡᠷᠭᠢᠵᠦ ᠤᠯᠳᠠᠬᠤ ᠦᠭᠡᠢ ᠡᠨᠡ ᠬᠤᠶᠠᠷ ᠢᠶᠠᠨ ᠦᠪᠡᠷ ᠢᠶᠡᠨ ᠪᠢᠳᠡ ᠬᠠᠮᠠᠭᠠᠯᠠᠶ᠎ᠠ↗44ᠡᠯ᠎ᠡ ᠲᠦᠷᠦ ᠶᠢᠨ ᠤᠷᠤᠭ᠎ᠠ ᠪᠤᠰᠬᠠᠭ᠎ᠠ ᠶᠢ ᠡᠯᠡᠭᠡᠨ ᠪᠠᠢᠵᠦ ᠦᠨᠦᠳᠦᠷ ᠪᠤᠯᠤᠭᠰᠠᠨ↗45ᠡᠵᠡᠮᠰᠢᠬᠦ ᠴᠢᠬᠤᠯᠠ ᠲᠠᠢ ᠦᠭᠡ ᠬᠡᠯᠡ ᠦᠰᠦᠭ ᠪᠢᠴᠢᠭ ᠢᠶᠠᠨ ᠬᠢᠮᠠᠭᠠᠳᠠᠬᠤ ᠪᠤᠯᠤᠭᠰᠠᠨ↗46ᠳᠤᠷᠠᠢᠲᠠᠯ᠎ᠠ ᠮᠤᠩᠭᠤᠯ ᠢᠶᠠᠷ ᠬᠡᠪᠯᠡᠭᠰᠡᠨ ᠮᠤᠩᠭᠤᠯ ᠨᠤᠮ ᠢᠶᠠᠨ ᠤᠩᠰᠢᠬᠤ ᠨᠢ ᠰᠠᠢᠬᠠᠨ↗47ᠲᠤᠳᠤᠷᠬᠠᠢ ᠮᠤᠩᠭᠤᠯ ᠢᠶᠠᠷ ᠬᠡᠯᠡᠵᠦ ᠤᠩᠰᠢᠵᠦ ᠪᠢᠴᠢᠵᠦ ᠴᠢᠳᠠᠬᠤ ᠨᠢ ᠰᠠᠢᠬᠠᠨ↗48ᠮᠤᠩᠭᠤᠯ ᠬᠦᠮᠦᠨ ᠦ ᠰᠠᠷᠠᠭᠤᠯ ᠤᠬᠠᠭᠠᠨ ᠡᠴᠡ ᠤᠨᠳᠤᠷᠤᠭᠰᠠᠨ ᠡᠨᠡ ᠪᠦᠬᠦ ᠵᠦᠢᠯ ᠳᠡᠭᠡᠳᠦ ᠶᠢᠨ ᠢᠶᠡᠨ ᠵᠤᠷᠰᠢᠯ ᠶᠤᠰᠤᠭᠠᠷ ᠤᠯᠠᠮᠵᠢᠯᠠᠵᠦ ᠶᠠᠪᠤᠬᠤ ᠨᠢ ᠪᠢᠳᠡᠨ ᠦ ᠬᠠᠤᠯᠢ↗49ᠬᠡᠯᠡ ᠪᠡᠨ ᠪᠢᠳᠡ ᠦᠪᠡᠷ ᠢᠶᠡᠨ ᠬᠢᠴᠢᠶᠡᠶ᠎ᠡ ᠦᠮᠴᠢᠯᠡᠬᠦ ᠡᠷᠬᠡ ᠶᠢᠨ ᠬᠢᠨᠢ ᠭᠠᠭᠴᠠ ᠡᠵᠡᠨ↗50ᠴᠡᠴᠡᠷᠡᠨ ᠲᠠᠭᠵᠢᠭᠰᠠᠨ ᠴᠠᠭ ᠮᠢᠴᠡ ᠳ᠋ᠦ ᠬᠡᠯᠡ ᠪᠡᠷ ᠢᠶᠡᠨ ᠲᠠᠨᠢᠬᠤ ᠪᠤᠯ ᠬᠠᠮᠤᠭ ᠡᠴᠦᠰ ᠦᠨ ᠵᠠᠪᠰᠢᠶᠠᠨ↗51ᠡᠷᠡᠭᠡᠯᠵᠡᠭᠡ ᠦᠭᠡᠢ ᠡᠬᠡ ᠬᠡᠯᠡ ᠪᠡᠨ ᠰᠤᠩᠭᠤᠨ ᠠᠮᠢᠳᠤᠷᠠᠵᠦ ᠶᠠᠪᠤᠬᠤ ᠪᠤᠯ ᠴᠤᠷ ᠤᠨ ᠭᠠᠭᠴᠠ ᠰᠤᠩᠭᠤᠯᠲᠠ↗52ᠡᠭᠦᠨ ᠢ ᠪᠡᠨ ᠳᠠᠩᠴᠦ ᠬᠦᠩᠭᠡᠯᠡᠵᠦ ᠦᠷᠦᠭᠡᠯ ᠦᠨ ᠢᠶᠡᠷ ᠳᠠᠩᠴᠦ ᠦᠩᠭᠡᠯᠡᠵᠦ↗53ᠤᠮᠤᠭᠰᠢᠯ ᠪᠤᠯᠭᠠᠬᠤ ᠪᠠᠭᠠᠵᠢ ᠪᠢᠰᠢ ᠳ᠋ᠠ ᠨᠡᠩ ᠴᠠᠭᠠᠰᠢ ᠪᠡᠨ ᠬᠠᠢᠷᠠᠯᠠᠵᠦ ᠦᠵᠡ ᠳ᠋ᠠ↗54ᠬᠠᠷᠢ ᠶᠢᠨ ᠭᠠᠳᠠᠭᠤᠷᠴᠢᠯᠠᠯ ᠳᠤ ᠳᠤᠷᠤᠮᠵᠢᠯᠠᠯ ᠠᠮᠰᠠᠵᠦ ᠶᠠᠭᠤᠨ ᠳᠤ ᠬᠠᠷᠢ ᠶᠢᠨ ᠢᠶᠡᠷ ᠠᠮᠢᠳᠤᠷᠠᠨ᠎ᠠ ᠭᠡᠵᠦ ᠳ᠋ᠠ↗55ᠮᠢᠨᠤ ᠳᠠᠭᠤᠤ ᠴᠢᠨᠦ ᠳᠠᠭᠤᠤ ᠪᠦᠬᠦ ᠮᠤᠩᠭᠤᠯ ᠤᠨ ᠬᠤᠩᠬᠤᠨ ᠳᠠᠭᠤ↗56ᠵᠢᠷᠦᠬᠡ ᠶᠢ ᠵᠦᠰᠦᠵᠦ ᠨᠢᠯᠪᠤᠰᠤ ᠤᠷᠤᠰᠴᠤ ᠮᠤᠩᠭᠤᠯ ᠤᠨ ᠮᠢᠨᠢ ᠴᠢᠰᠤ ᠲᠤᠰᠤᠯᠠᠵᠤ↗57ᠳᠠᠬᠢᠯᠳᠠ↗ + 写一段解读称呼(可选)你的歌词解读无需登录,内容审核后公开。请勿留下联系方式。提交解读 一起聊聊0 条主评论 第一段感受,也许就来自你。 可以直接提交评论与回复。启用 JavaScript 后,可收起回复或每次查看更多 10 条;以下链接可翻阅主评论。 称呼(可选)分享你的理解与感受无需登录,内容审核后公开。请勿留下联系方式。提交评论 ↗