LYRICS / WORDS THAT RESONATE

落发歌词

腾格尔 · 蒙古

参与歌词讨论 · 无需登录 ↓
01作词 : 纳苏图↗02 作曲 : 腾格尔↗03ᠬᠠᠯᠢᠮᠠᠭ ᠶᠢᠡᠨ ᠪᠠᠷᠢᠭᠰᠠᠨ ᠮᠢᠨᠦ ᠲᠤᠯᠤᠭᠠᠢ↗04ᠬᠠᠯᠵᠠᠨ ᠪᠤᠯᠬᠤ ᠵᠦᠭ ᠲᠡᠭᠡᠨ ᠤᠶ᠋ᠢᠷᠠᠳᠤᠯ᠎ᠠ↗05ᠬᠠᠶ᠋ᠢᠷᠠᠨ ᠦᠰᠦ ᠬᠠᠶ᠋ᠢᠷᠠᠨ ᠦᠰᠦ↗06ᠬᠠᠷᠢᠭᠠᠳ ᠶᠠᠪᠤᠭᠰᠠᠨ ᠵᠠᠯᠠᠭᠤ ᠨᠠᠰᠤ↗07ᠰᠢᠷᠬᠡᠭ ᠪᠦᠷᠢ ᠳᠡᠭᠡᠨ ᠮᠢᠨᠦ ᠠᠮᠢᠳᠤᠷᠠᠯ ᠢ↗08ᠰᠢᠩᠭᠡᠭᠡᠯᠲᠡ ᠶᠢᠨ ᠪᠦᠰᠡ ᠰᠢᠭ ᠲᠡᠮᠳᠡᠭᠯᠡᠵᠦ ᠠᠪᠤᠭᠠᠳ↗09ᠰᠢᠩᠭᠡᠷᠡᠬᠦ ᠪᠦᠷᠢ ᠳᠡᠭᠡᠨ ᠮᠢᠨᠦ ᠰᠡᠳᠭᠢᠯ ᠢ↗10ᠰᠢᠷᠢᠯᠳᠦᠭᠰᠡᠨ ᠤᠯᠤᠰᠤ ᠰᠢᠭ ᠡᠭᠡᠳᠡᠷᠡᠭᠦᠯᠵᠦ ᠤᠷᠬᠢᠭᠠᠳ↗11ᠨᠠᠰᠤ ᠵᠠᠯᠠᠭᠤ ᠳᠤ ᠴᠢᠷᠠᠢ ᠴᠢᠮᠡᠭᠯᠡᠵᠦ↗12ᠤᠷᠭᠤᠬᠤ ᠴᠠᠭ ᠲᠠᠭᠠᠨ ᠤᠷᠭᠤᠯ᠎ᠠ ᠴᠢ ᠮᠢᠨᠢ↗13ᠨᠠᠮᠤᠷ ᠤᠨ ᠨᠠᠪᠴᠢ ᠰᠢᠭ ᠲᠤᠯᠤᠭᠠᠢ ᠨᠢᠴᠦᠭᠦᠯᠡᠵᠦ↗14ᠤᠨᠠᠬᠤ ᠴᠠᠭ ᠲᠠᠭᠠᠨ ᠤᠨᠠᠯ᠎ᠠ ᠴᠢ ᠮᠢᠨᠢ↗15ᠳᠡᠩᠳᠡᠭᠦᠦ ᠡᠷᠲᠡ ᠤᠨᠠᠭᠰᠠᠨ ᠴᠢᠮ᠎ᠠ ᠶᠢ ᠪᠠᠨ↗16ᠳᠡᠯᠡᠬᠡᠢ ᠳᠦ ᠪᠢ ᠬᠠᠮᠢᠭ᠎ᠠ ᠡᠴᠡ ᠡᠷᠢᠬᠦᠪ↗17ᠤᠴᠢᠷᠲᠠᠢ ᠶᠠᠭᠤᠮᠠᠨ ᠳᠠᠭᠠᠨ ᠤᠨᠠᠭᠰᠠᠨ ᠪᠠᠶ᠋ᠢᠪᠠᠯ↗18ᠤᠷᠭᠤᠬᠤ ᠳᠠᠭᠠᠨ ᠠᠳᠠᠯᠢ ᠤᠨᠠᠬᠤ ᠨᠢ ᠴᠤ ᠰᠠᠶ᠋ᠢᠬᠠᠨ↗19ᠬᠠᠯᠢᠮᠠᠭ ᠶᠢᠡᠨ ᠪᠠᠷᠢᠭᠰᠠᠨ ᠮᠢᠨᠦ ᠲᠤᠯᠤᠭᠠᠢ↗20ᠬᠠᠯᠵᠠᠨ ᠪᠤᠯᠬᠤ ᠵᠦᠭ ᠲᠡᠭᠡᠨ ᠤᠶ᠋ᠢᠷᠠᠳᠤᠯ᠎ᠠ↗21ᠬᠠᠶ᠋ᠢᠷᠠᠨ ᠦᠰᠦ ᠬᠠᠶ᠋ᠢᠷᠠᠨ ᠦᠰᠦ↗22ᠬᠠᠷᠢᠭᠠᠳ ᠶᠠᠪᠤᠭᠰᠠᠨ ᠵᠠᠯᠠᠭᠤ ᠨᠠᠰᠤ↗23ᠰᠢᠷᠬᠡᠭ ᠪᠦᠷᠢ ᠳᠡᠭᠡᠨ ᠮᠢᠨᠦ ᠠᠮᠢᠳᠤᠷᠠᠯ ᠢ↗24ᠰᠢᠩᠭᠡᠭᠡᠯᠲᠡ ᠶᠢᠨ ᠪᠦᠰᠡ ᠰᠢᠭ ᠲᠡᠮᠳᠡᠭᠯᠡᠵᠦ ᠠᠪᠤᠭᠠᠳ↗25ᠰᠢᠩᠭᠡᠷᠡᠬᠦ ᠪᠦᠷᠢ ᠳᠡᠭᠡᠨ ᠮᠢᠨᠦ ᠰᠡᠳᠭᠢᠯ ᠢ↗26ᠰᠢᠷᠢᠯᠳᠦᠭᠰᠡᠨ ᠤᠯᠤᠰᠤ ᠰᠢᠭ ᠡᠭᠡᠳᠡᠷᠡᠭᠦᠯᠵᠦ ᠤᠷᠬᠢᠭᠠᠳ↗27ᠨᠠᠰᠤ ᠵᠠᠯᠠᠭᠤ ᠳᠤ ᠴᠢᠷᠠᠢ ᠴᠢᠮᠡᠭᠯᠡᠵᠦ↗28ᠤᠷᠭᠤᠬᠤ ᠴᠠᠭ ᠲᠠᠭᠠᠨ ᠤᠷᠭᠤᠯ᠎ᠠ ᠴᠢ ᠮᠢᠨᠢ↗29ᠨᠠᠮᠤᠷ ᠤᠨ ᠨᠠᠪᠴᠢ ᠰᠢᠭ ᠲᠤᠯᠤᠭᠠᠢ ᠨᠢᠴᠦᠭᠦᠯᠡᠵᠦ↗30ᠤᠨᠠᠬᠤ ᠴᠠᠭ ᠲᠠᠭᠠᠨ ᠤᠨᠠᠯ᠎ᠠ ᠴᠢ ᠮᠢᠨᠢ↗31ᠳᠡᠩᠳᠡᠭᠦᠦ ᠡᠷᠲᠡ ᠤᠨᠠᠭᠰᠠᠨ ᠴᠢᠮ᠎ᠠ ᠶᠢ↗32ᠳᠡᠯᠡᠬᠡᠢ ᠳᠦ ᠪᠢ ᠬᠠᠮᠢᠭ᠎ᠠ ᠡᠴᠡ ᠡᠷᠢᠬᠦᠪ↗33ᠤᠴᠢᠷᠲᠠᠢ ᠶᠠᠭᠤᠮᠠᠨ ᠳᠠᠭᠠᠨ ᠤᠨᠠᠭᠰᠠᠨ ᠪᠤᠯ↗34ᠤᠷᠭᠤᠬᠤ ᠳᠠᠭᠠᠨ ᠠᠳᠠᠯᠢ ᠤᠨᠠᠬᠤ ᠨᠢ ᠴᠤ ᠰᠠᠶ᠋ᠢᠬᠠᠨ↗35ᠬᠠᠯᠢᠮᠠᠭ ᠶᠢᠡᠨ ᠪᠠᠷᠢᠭᠰᠠᠨ ᠮᠢᠨᠦ ᠲᠤᠯᠤᠭᠠᠢ↗36ᠬᠠᠯᠵᠠᠨ ᠪᠤᠯᠬᠤ ᠵᠦᠭ ᠲᠡᠭᠡᠨ ᠤᠶ᠋ᠢᠷᠠᠳᠤᠯ᠎ᠠ↗
+ 写一段解读
无需登录,内容审核后公开。请勿留下联系方式。

一起聊聊

0 条主评论

第一段感受,也许就来自你。

无需登录,内容审核后公开。请勿留下联系方式。