额尔古纳乐队歌曲封面
00:00
04:02
🔊

美丽的莫尼山

专辑
额尔古纳
发行日期
2002-09-01
流派
暂无
时长
04:02
播放次数
2,356,789
收藏人数
156,432
歌词
相关信息

ᠮᠤᠨᠢ ᠠᠭᠤᠯᠠ

ᠦᠭᠡ ᠄ ᠰᠡᠴᠡᠨᠪᠢᠯᠢᠭ

ᠠᠶ᠎ᠠ ᠄ ᠮᠠᠰᠢᠪᠠᠲᠤ

ᠥᠨᠳᠥᠷ ᠮᠤᠨᠢ ᠶ᠋ᠢᠨ ᠤᠷᠬᠢᠯ ᠳ᠋ᠤ ᠨᠢ

ᠡᠭᠦᠯᠡ ᠮᠠᠨᠠᠨ ᠤᠭᠠᠯᠵᠠᠷᠠᠨ᠎ᠠ

ᠡᠪᠦᠭᠡᠳ ‍ᠣᠨ ᠰᠦᠷ ᠰᠢᠭ ᠪᠠᠷ᠎ᠠ ᠨᠢ

ᠮᠡᠬᠦᠢᠵᠦ ᠰᠥᠭᠥᠳᠥᠮᠡᠷ ᠬᠠᠷᠠᠭᠳᠠᠨ᠎ᠠ

ᠤᠷᠢᠳᠤ ᠭᠣᠣᠯ ‍ᠣᠨ ᠤᠷᠤᠰᠬᠠᠯ

ᠠᠭᠤᠯᠠᠨ ᠳᠤᠮᠳᠠᠭᠤᠷ ᠮᠢᠷᠠᠯᠵᠠᠨ᠎ᠠ

ᠤᠰᠤ ᠶ᠋ᠢ ᠨᠢ ᠤᠤᠭᠤᠭᠰᠠᠨ ᠬᠥᠮᠥᠰ

ᠤᠷᠳᠤ ᠨᠠᠰᠤᠯᠠᠭᠠᠳ ᠵᠢᠷᠭᠠᠨ᠎ᠠ ᠳ᠋ᠠ

ᠰᠠᠢᠬᠠᠨ ᠮᠤᠨᠢ ᠶ᠋ᠢᠨ ᠨᠤᠲᠤᠭ  ᠢᠶᠠᠨ

ᠰᠡᠳᠬᠢᠯ ᠪᠠᠬᠠᠳᠤᠨ ᠳᠠᠭᠤᠯᠠᠶ᠎ᠠ

ᠰᠠᠯᠤᠭᠠᠳ ᠬᠠᠮᠢᠭ᠎ᠠ ᠶᠠᠪᠤᠭᠰᠠᠨ ᠴᠤ

ᠰᠠᠨᠠᠵᠤ ᠮᠥᠷᠥᠭᠡᠳᠦᠭᠡᠳ ᠡᠷᠭᠢᠨ᠎ᠡ ᠳ᠋ᠡ

ᠣᠮᠣᠭᠯᠠᠩ ᠮᠤᠨᠢ ᠶ᠋ᠢᠨ ᠣᠷᠣᠢ ᠳ᠋ᠤ ᠨᠢ

ᠣᠳᠣᠳ ᠣᠢᠷᠠᠬᠠᠨ ᠭᠢᠯᠠᠯᠵᠠᠨ᠎ᠠ

ᠤᠩᠭᠤᠨ ᠪᠠᠢᠭᠠᠯᠢ ᠶ᠋ᠢᠨ ᠰᠠᠢᠬᠠᠨ ᠳ᠋ᠤ ᠨᠢ

ᠣᠲᠣᠷ ‍ᠣᠨ ᠰᠦᠷᠦᠭ ᠨᠢ ᠲᠣᠭᠲᠠᠭᠤᠨ ᠳ᠋ᠠ

ᠰᠠᠢᠬᠠᠨ ᠮᠤᠨᠢ ᠶ᠋ᠢᠨ ᠨᠤᠲᠤᠭ  ᠢᠶᠠᠨ

ᠰᠡᠳᠬᠢᠯ ᠪᠠᠬᠠᠳᠤᠨ ᠳᠠᠭᠤᠯᠠᠶ᠎ᠠ

ᠰᠠᠯᠤᠭᠠᠳ ᠬᠠᠮᠢᠭ᠎ᠠ ᠶᠠᠪᠤᠭᠰᠠᠨ ᠴᠤ

ᠰᠠᠨᠠᠵᠤ ᠮᠥᠷᠥᠭᠡᠳᠦᠭᠡᠳ ᠡᠷᠭᠢᠨ᠎ᠡ ᠳ᠋ᠡ

ᠰᠠᠢᠬᠠᠨ ᠮᠤᠨᠢ ᠶ᠋ᠢᠨ ᠨᠤᠲᠤᠭ  ᠢᠶᠠᠨ

ᠰᠡᠳᠬᠢᠯ ᠪᠠᠬᠠᠳᠤᠨ ᠳᠠᠭᠤᠯᠠᠶ᠎ᠠ

ᠰᠠᠯᠤᠭᠠᠳ ᠬᠠᠮᠢᠭ᠎ᠠ ᠶᠠᠪᠤᠭᠰᠠᠨ ᠴᠤ

ᠰᠠᠨᠠᠵᠤ ᠮᠥᠷᠥᠭᠡᠳᠦᠭᠡᠳ ᠡᠷᠭᠢᠨ᠎ᠡ ᠳ᠋ᠡ

ᠰᠠᠯᠤᠭᠠᠳ ᠬᠠᠮᠢᠭ᠎ᠠ ᠶᠠᠪᠤᠭᠰᠠᠨ ᠴᠤ

ᠰᠠᠨᠠᠵᠤ ᠮᠥᠷᠥᠭᠡᠳᠦᠭᠡᠳ ᠡᠷᠭᠢᠨ᠎ᠡ ᠳ᠋ᠡ

历史记录

!
提示
播放失败哦,因为我没有版权😂哈哈哈。