
黎明 (伴奏)
【未经著作权人许可 不得翻唱 翻录或使用】
ᠭᠡᠨᠡᠳᠲᠡ ᠲᠡᠷᠭᠡᠨ ᠴᠣᠩᠬᠣ ᠪᠠᠷ ᠬᠠᠷᠠᠭᠰᠠᠨ ᠳ᠋ᠠ
ᠪᠠᠭ᠎ᠠ ᠨᠠᠰᠤᠨ ᠤ ᠮᠢᠨᠢ ᠳᠤᠷᠠᠰᠤᠮᠵᠢ
ᠨᠢᠳᠦᠨ ᠳ᠋ᠦ᠍ ᠢᠯᠡᠷᠡᠭᠰᠡᠨ
ᠬᠥᠭᠡᠷᠦᠬᠦᠢ ᠡᠵᠢ ᠮᠢᠨᠢ ᠬᠠᠷᠠᠬᠤ ᠳ᠋ᠤ᠌
ᠵᠢᠭᠠᠬᠠᠨ ᠥᠲᠡᠯᠵᠡᠢ
ᠮᠢᠩᠭᠠᠨ ᠵᠣᠭᠣᠰᠤᠨ ᠳ᠋ᠤ᠌ ᠠᠷᠭ᠎ᠠ ᠪᠠᠨ
ᠪᠠᠷᠠᠭᠰᠠᠨ ᠲᠡᠷᠡ ᠨᠢᠭᠡ ᠰᠥᠨᠢ ᠳ᠋ᠦ᠍
ᠬᠦᠷᠦᠭᠡᠳ ᠢᠷ᠎ᠡ ᠂ ᠬᠣᠶᠠᠷ ᠬᠦᠦ ᠶ᠋ᠢᠨ
ᠮᠢᠨᠢ ᠪᠡᠯᠡᠭᠯᠡᠭᠰᠡᠨ ᠳ᠋ᠡᠭᠡᠨ ᠪᠢ ᠪᠠᠶᠠᠷᠯᠠᠯ᠎ᠠ
ᠬᠥᠷᠥᠭᠡᠭᠡᠳ ᠢᠷ᠎ᠡ ᠭᠡᠵᠤ
ᠡᠳᠦᠷ ᠪᠣᠯᠭᠠᠨ ᠪᠤᠷᠬᠠᠨ ᠲᠡᠭᠷᠢ ᠳ᠋ᠡᠭᠡᠨ ᠵᠠᠯᠪᠠᠷᠢᠭᠰᠠᠭᠠᠷ
ᠬᠡᠵᠢᠶ᠎ᠡ ᠴᠦ᠍ ᠴᠢᠮ᠎ᠠ ᠠ᠋ᠴᠠ ᠰᠠᠯᠬᠤ
ᠥᠬᠡᠢ ᠭᠡᠳ ᠶᠠᠷᠢᠭᠠᠳ ᠪᠠᠶ᠋ᠢᠳᠠᠭ ᠵᠥᠷᠢᠭᠦᠳ ᠵᠠᠩ
ᠮᠠᠭᠤ ᠡᠴᠢᠭᠡ ᠨᠢ ᠡᠪᠦᠯ ᠦᠨ ᠦᠷ ᠢᠶ᠋ᠡᠷ
ᠬᠠᠶᠠᠭᠠᠳ ᠶᠠᠪᠤᠭᠰᠠᠨ ᠳ᠋ᠠ
ᠲᠡᠷᠡ ᠦᠬᠦᠯ ᠦᠨ ᠭᠠᠵᠠᠷ ᠠ᠋ᠴᠠ ᠥᠷ ᠦᠨ ᠭᠡᠭᠡ ᠰᠢᠭ᠌
ᠨᠠᠮ᠎ᠠ ᠶ᠋ᠢ ᠠᠪᠤᠷᠠᠭᠰᠠᠭᠠᠷ
ᠬᠦᠦ ᠴᠢᠨᠢ ᠬᠡᠵᠢᠶᠡᠳᠡ ᠲᠡᠭᠷᠢ ᠶ᠋ᠢᠨ ᠣᠳᠣ
ᠰᠢᠬ ᠭᠠᠭᠴᠠᠬᠠᠨ ᠴᠢᠮᠠᠢ ᠶ᠋ᠢ ᠠᠰᠠᠷᠠᠨ᠎ᠠ
ᠶᠠᠭᠠᠬᠢᠭᠰᠠᠨ ᠴᠤ᠌ ᠭᠡᠰᠡᠨ ᠬᠠᠷᠠᠴᠠ ᠨᠢ
ᠵᠥᠭᠡᠯᠡᠨ ᠬᠠᠷᠠᠴᠠ ᠪᠠᠷ ᠢᠶ᠋ᠠᠨ ᠬᠡᠵᠢᠶᠡᠳᠡᠨ ᠨᠠᠮ᠎ᠠ ᠶ᠋ᠢ ᠢᠪᠡᠭᠡᠯᠡᠨᠡ
ᠡᠨᠡ ᠨᠠᠰᠤᠨ ᠳ᠋ᠠᠭᠠᠨ ᠬᠦᠦ ᠴᠢᠨᠢ ᠪᠣᠯᠤᠭᠰᠠᠨ
ᠳ᠋ᠠᠭᠠᠨ ᠪᠢ ᠵᠢᠷᠭᠠᠯ᠎ᠠ
ᠬᠦᠷᠦᠭᠡᠳ ᠢᠷ᠎ᠡ ᠂ ᠬᠣᠶᠠᠷ ᠬᠦᠦ ᠶ᠋ᠢᠨ
ᠮᠢᠨᠢ ᠪᠡᠯᠡᠭᠯᠡᠭᠰᠡᠨ ᠳ᠋ᠡᠭᠡᠨ ᠪᠢ ᠪᠠᠶᠠᠷᠯᠠᠯ᠎ᠠ
ᠬᠥᠷᠥᠭᠡᠭᠡᠳ ᠢᠷ᠎ᠡ ᠭᠡᠵᠤ
ᠡᠳᠦᠷ ᠪᠣᠯᠭᠠᠨ ᠪᠤᠷᠬᠠᠨ ᠲᠡᠭᠷᠢ ᠳ᠋ᠡᠭᠡᠨ ᠵᠠᠯᠪᠠᠷᠢᠭᠰᠠᠭᠠᠷ
ᠬᠦᠷᠦᠭᠡᠳ ᠢᠷ᠎ᠡ ᠂ ᠬᠣᠶᠠᠷ ᠬᠦᠦ ᠶ᠋ᠢᠨ
ᠮᠢᠨᠢ ᠪᠡᠯᠡᠭᠯᠡᠭᠰᠡᠨ ᠳ᠋ᠡᠭᠡᠨ ᠪᠢ ᠪᠠᠶᠠᠷᠯᠠᠯ᠎ᠠ
ᠬᠥᠷᠥᠭᠡᠭᠡᠳ ᠢᠷ᠎ᠡ ᠭᠡᠵᠤ
ᠡᠳᠦᠷ ᠪᠣᠯᠭᠠᠨ ᠪᠤᠷᠬᠠᠨ ᠲᠡᠭᠷᠢ ᠳ᠋ᠡᠭᠡᠨ ᠵᠠᠯᠪᠠᠷᠢᠭᠰᠠᠭᠠᠷ
ᠡᠨᠡ ᠨᠠᠰᠤᠨ ᠳ᠋ᠠᠭᠠᠨ ᠡᠵᠢ ᠮᠢᠨᠢ ᠪᠣᠯᠤᠭᠰᠠᠨ
ᠳ᠋ᠠᠭᠠᠨ ᠪᠢ ᠴᠢᠮ᠎ᠠ ᠳ᠋ᠤ᠌ ᠪᠠᠶᠠᠷᠯᠠᠯ᠎ᠠ