
装饰美丽的帽子
ᠤᠭᠠᠯᠵᠠᠨ ᠤᠷᠤᠢ ᠲᠠᠢ ᠮᠠᠯᠠᠭᠠᠢ ᠴᠢᠨᠢ
ᠤᠷᠠᠨ ᠤ ᠰᠠᠶ᠋ᠢᠬᠠᠨ ᠶᠢᠡᠷ ᠶᠢᠡᠨ ᠤᠶᠤᠭᠠᠳ ᠦᠭᠭᠦᠭᠰᠡᠨ ᠶᠤᠮ ᠡ
ᠤᠷᠪᠠᠵᠤ ᠪᠤᠴᠠᠬᠤ ᠶᠢ ᠴᠢᠨᠢ ᠮᠡᠳᠡᠭᠰᠡᠨ ᠪᠤᠯ
ᠤᠷᠠᠵᠤ ᠬᠠᠶᠠᠭᠰᠠᠨ ᠳᠠᠭᠠᠨ ᠬᠦᠷᠦᠭᠰᠡᠨ ᠴᠤ ᠦᠭᠡᠢ ᠳ᠋ᠤᠤ
ᠦᠶ᠎ᠡ ᠶᠢᠨ ᠴᠤ ᠬᠤᠸᠠᠷ ᠽᠠᠨᠳᠠᠨ ᠴᠤ ᠬᠤᠸᠠᠷ
ᠰᠠᠶ᠋ᠢᠬᠠᠨ ᠨᠢᠭᠡ ᠰᠢᠶᠤᠤ ᠵᠢᠶᠧ ᠬᠤᠸᠠᠷ ᠮᠢᠨᠢ
ᠬᠠᠮᠢᠭᠠᠰᠢ ᠪᠠᠨ ᠶᠠᠪᠤᠭᠰᠠᠨ ᠶᠤᠮ ᠳ᠋ᠤᠤ
ᠲᠡᠷᠡ ᠴᠢᠨᠢ ᠭᠠᠶ᠋ᠢᠭᠤᠢ ᠳ᠋ᠤᠤ
ᠡᠨᠳᠡ ᠯᠡ ᠪᠠᠶ᠋ᠢᠳᠠᠭ ᠶᠤᠮ ᠳ᠋ᠤᠤ
ᠤᠴᠠᠷᠠᠬᠤ ᠶᠢᠨ ᠢᠷᠦᠭᠡᠯ ᠪᠠᠶ᠋ᠢᠪᠠᠯ
ᠦᠪᠡᠷ ᠶᠢᠡᠨ ᠢᠷᠡᠳᠡᠭ ᠶᠤᠮ ᠳ᠋ᠤᠤ
ᠬᠠᠷ᠎ᠠ ᠲᠤᠷᠭᠠᠨ ᠪᠦᠰᠡ ᠨᠢ ᠴᠤ ᠪᠠᠨ
ᠬᠠᠷᠠᠩᠭᠤᠢ ᠰᠦᠨᠢ ᠳᠤ ᠪᠠᠨ ᠤᠶᠤᠭᠠᠳ ᠦᠭᠭᠦᠭᠰᠡᠨ ᠶᠤᠮ ᠡ
ᠬᠠᠷᠠᠵᠦ ᠦᠵᠡᠬᠦ ᠦᠭᠡᠢ ᠶᠢ ᠴᠢᠨᠢ ᠮᠡᠳᠡᠭᠰᠡᠨ ᠶᠤᠮ ᠪᠤᠯ
ᠬᠠᠶ᠋ᠢᠷᠠᠨ ᠴᠤ ᠤᠶᠤᠭᠠᠳ ᠦᠭᠭᠦᠭᠰᠡᠨ ᠠᠷᠪᠠᠨ ᠬᠤᠷᠤᠭᠤ ᠮᠢᠨᠢ
ᠦᠶ᠎ᠡ ᠶᠢᠨ ᠴᠤ ᠬᠤᠸᠠᠷ ᠽᠠᠨᠳᠠᠨ ᠴᠤ ᠬᠤᠸᠠᠷ
ᠰᠠᠶ᠋ᠢᠬᠠᠨ ᠨᠢᠭᠡ ᠰᠢᠶᠤᠤ ᠵᠢᠶᠧ ᠬᠤᠸᠠᠷ ᠮᠢᠨᠢ
ᠬᠠᠮᠢᠭᠠᠰᠢ ᠪᠠᠨ ᠶᠠᠪᠤᠭᠰᠠᠨ ᠶᠤᠮ ᠳ᠋ᠤᠤ
ᠲᠡᠷᠡ ᠴᠢᠨᠢ ᠭᠠᠶ᠋ᠢᠭᠤᠢ ᠳ᠋ᠤᠤ
ᠡᠨᠳᠡ ᠯᠡ ᠪᠠᠶ᠋ᠢᠳᠠᠭ ᠶᠤᠮ ᠳ᠋ᠤᠤ
ᠤᠴᠠᠷᠠᠬᠤ ᠶᠢᠨ ᠢᠷᠦᠭᠡᠯ ᠪᠠᠶ᠋ᠢᠪᠠᠯ
ᠦᠪᠡᠷ ᠶᠢᠡᠨ ᠢᠷᠡᠳᠡᠭ ᠶᠤᠮ ᠳ᠋ᠤᠤ
ᠦᠶ᠎ᠡ ᠶᠢᠨ ᠴᠤ ᠬᠤᠸᠠᠷ ᠽᠠᠨᠳᠠᠨ ᠴᠤ ᠬᠤᠸᠠᠷ
ᠰᠠᠶ᠋ᠢᠬᠠᠨ ᠨᠢᠭᠡ ᠰᠢᠶᠤᠤ ᠵᠢᠶᠧ ᠬᠤᠸᠠᠷ ᠮᠢᠨᠢ
ᠬᠠᠮᠢᠭᠠᠰᠢ ᠪᠠᠨ ᠶᠤᠪᠤᠭᠰᠠᠨ ᠶᠤᠮ ᠳ᠋ᠤᠤ
ᠲᠡᠷᠡ ᠴᠢᠨᠢ ᠭᠠᠶ᠋ᠢᠭᠤᠢ ᠳ᠋ᠤᠤ
ᠡᠨᠳᠡ ᠯᠡ ᠪᠠᠶ᠋ᠢᠳᠠᠭ ᠶᠤᠮ ᠳ᠋ᠤᠤ
ᠤᠴᠠᠷᠠᠬᠤ ᠶᠢᠨ ᠢᠷᠦᠭᠡᠯ ᠪᠠᠶ᠋ᠢᠪᠠᠯ
ᠦᠪᠡᠷ ᠶᠢᠡᠨ ᠢᠷᠡᠳᠡᠭ ᠶᠤᠮ ᠳ᠋ᠤᠤ
ᠪᠤᠷᠤ ᠲᠤᠷᠭᠠᠨ ᠪᠦᠰᠡ ᠨᠢ ᠴᠤ ᠪᠠᠨ
ᠪᠤᠷᠤᠭᠠᠨ ᠲᠠᠢ ᠡᠳᠦᠷ ᠤᠶᠤᠭᠠᠳ ᠦᠭᠭᠦᠭᠰᠡᠨ ᠶᠤᠮ ᠡ
ᠪᠤᠴᠠᠵᠤ ᠶᠠᠪᠤᠬᠤ ᠶᠢ ᠴᠢᠨᠢ ᠮᠡᠳᠡᠭᠰᠡᠨ ᠪᠤᠯ
ᠬᠠᠶ᠋ᠢᠷᠠᠨ ᠴᠤ ᠤᠶᠤᠭᠠᠳ ᠦᠭᠭᠦᠭᠰᠡᠨ ᠠᠷᠪᠠᠨ ᠬᠤᠷᠤᠭᠤ ᠮᠢᠨᠢ
ᠦᠶ᠎ᠡ ᠶᠢᠨ ᠴᠤ ᠬᠤᠸᠠᠷ ᠽᠠᠨᠳᠠᠨ ᠴᠤ ᠬᠤᠸᠠᠷ
ᠰᠠᠶ᠋ᠢᠬᠠᠨ ᠨᠢᠭᠡ ᠰᠢᠶᠤᠤ ᠵᠢᠶᠧ ᠬᠤᠸᠠᠷ ᠮᠢᠨᠢ
ᠬᠠᠮᠢᠭᠠᠰᠢ ᠪᠠᠨ ᠶᠤᠪᠤᠭᠰᠠᠨ ᠶᠤᠮ ᠳ᠋ᠤᠤ
ᠲᠡᠷᠡ ᠴᠢᠨᠢ ᠭᠠᠶ᠋ᠢᠭᠤᠢ ᠳ᠋ᠤᠤ
ᠡᠨᠳᠡ ᠯᠡ ᠪᠠᠶ᠋ᠢᠳᠠᠭ ᠶᠤᠮ ᠳ᠋ᠤᠤ
ᠤᠴᠠᠷᠠᠬᠤ ᠶᠢᠨ ᠢᠷᠦᠭᠡᠯ ᠪᠠᠶ᠋ᠢᠪᠠᠯ
ᠦᠪᠡᠷ ᠶᠢᠡᠨ ᠢᠷᠡᠳᠡᠭ ᠶᠤᠮ ᠳ᠋ᠤᠤ