LYRICS / WORDS THAT RESONATE

江格尔英雄赞歌词

安达组合 Anda union · 故乡

参与歌词讨论 · 无需登录 ↓
01作词 : 安达组合 Anda union↗02 作曲 : 叶尔克西/乌尼↗03ᠵᠠ ᠬᠡᠵᠢᠶᠡᠳᠡᠨ ᠴᠠᠭ ᠲᠤ ᠪᠤᠯᠬᠤᠯ᠎ᠠ↗04ᠭᠠᠳᠠᠭᠠᠳᠦ ᠲᠠᠯᠠᠢ ᠬᠡᠳᠡᠭ ᠴᠢᠨᠢ↗05ᠴᠠᠯᠴᠢᠭ ᠪᠠᠢᠭᠰᠠᠨ ᠴᠠᠭ ᠲᠤ ᠪᠢᠰᠢᠶᠥ↗06ᠭᠠᠯᠪᠡᠷ ᠽᠠᠨᠳᠠᠨ ᠮᠤᠳᠤ ᠴᠢᠨᠢ↗07ᠨᠤᠢᠳᠠᠨ ᠪᠠᠢᠭᠰᠠᠨ ᠴᠠᠭ ᠲᠤ ᠪᠢᠰᠢᠶᠥ↗08ᠲᠠᠬᠢᠯ ᠵᠤᠯᠠ ᠬᠠᠭᠠᠨ ᠤ ᠵᠢᠴᠢ↗09ᠲᠠᠩᠰᠤᠭ ᠪᠤᠮᠪᠠ ᠬᠠᠭᠠᠨ ᠤ ᠠᠴᠢ↗10ᠦᠵᠦᠩ ᠠᠯᠳᠠᠷ ᠬᠠᠭᠠᠨ ᠤ ᠬᠦᠪᠡᠬᠦᠨ↗11ᠦᠶ᠎ᠠ ᠶᠢᠨ ᠦᠨᠦᠴᠢᠨ ᠪᠤᠭᠳᠠ ᠨᠤᠶᠠᠨ↗12ᠵᠢᠩᠭᠠᠷ ᠬᠡᠳᠡᠭ ᠬᠠᠭᠠᠨ ᠪᠠᠢᠭᠰᠠᠨ ᠰᠠᠨᠵᠠᠢ ᠪᠢᠰᠢᠶᠥ↗13ᠵᠠ ᠪᠤᠭᠳᠠ ᠨᠤᠶᠠᠨ ᠵᠢᠩᠭᠠᠷ ᠬᠠᠭᠠᠨ ᠤ↗14ᠠᠬᠠᠯᠠᠭᠠᠥᠨ ᠲᠦᠷᠦᠭᠰᠡᠨ ᠠᠷᠪᠡᠨ ᠬᠤᠶᠠᠷ ᠪᠠᠭᠠᠳᠤᠷ ᠢ ᠴᠢᠨᠢ↗15ᠬᠡᠯᠡᠭᠡᠥᠨ ᠢᠷᠡᠳᠡᠭ ᠪᠤᠯᠬᠤᠯ᠎ᠠ↗16ᠪᠤᠭᠳᠠ ᠨᠤᠶᠠᠨ ᠵᠢᠩᠭᠠᠷ ᠢ ᠴᠢᠨᠢ ᠵᠦᠪᠯᠡᠭᠴᠢ↗17ᠪᠠᠶᠠᠨ ᠵᠦᠭ ᠦᠨ ᠠᠯᠳᠠᠨ ᠵᠢᠴᠢ ᠫᠠᠭᠪᠠ ᠬᠡᠳᠡᠭ↗18ᠪᠠᠷᠠᠭᠤᠨ ᠪᠡᠶ᠎ᠡ ᠶᠢᠨ ᠪᠠᠭᠠᠳᠤᠷ  ᠤᠳ ᠢ ᠠᠬᠠᠯᠠᠭᠠᠥᠨ ᠰᠠᠭᠤᠪᠠ ᠬᠡᠨ᠎ᠠ ᠯᠠᠢ↗19ᠵᠠ ᠬᠦᠨᠳᠥ ᠭᠠᠷ ᠲᠠᠢ ᠰᠠᠪᠠᠷ ᠢ ᠴᠢᠨᠢ↗20ᠬᠡᠯᠡᠭᠡᠥᠨ ᠢᠷᠡᠳᠡᠭ ᠪᠤᠯᠬᠤᠯ᠎ᠠ↗21ᠨᠠᠶᠠᠨ ᠨᠢᠭᠡᠨ ᠠᠯᠳᠠᠨ ᠡᠰᠢ ᠲᠠᠢ ᠰᠦᠬᠡ ᠨᠢ↗22ᠡᠬᠢᠨ ᠡᠴᠡ ᠪᠡᠨ ᠬᠤᠭᠤᠷᠳᠠᠭ ᠦᠭᠡᠢ↗23ᠵᠠᠯᠠᠭᠤ ᠬᠡᠳᠤᠢ ᠴᠢᠮᠠᠴᠢᠭᠡᠢ ᠴᠢᠬᠢᠷᠠᠭ ᠪᠤᠯᠪᠠᠴᠤ↗24ᠮᠤᠷᠢᠨ ᠲᠡᠭᠡᠷ᠎ᠠ ᠨᠢ ᠤᠷᠭᠤᠳᠠᠭ ᠦᠭᠡᠢ↗25ᠬᠦᠮᠦᠨ ᠦ ᠬᠦᠨᠳᠥ ᠭᠠᠷ ᠲᠠᠢ ᠰᠠᠪᠠᠷ ᠬᠡᠳᠡᠭ↗26ᠪᠠᠭᠠᠳᠤᠷ ᠲᠠᠢ ᠯᠡ ᠰᠠᠨᠵᠠᠢ ᠬᠡᠨ᠎ᠡ↗27ᠵᠠ ᠤᠷᠴᠢᠯᠡᠩ ᠦᠨ ᠰᠠᠢᠬᠠᠨ ᠯᠢᠭᠶᠡᠨ ᠢ↗28ᠰᠤᠷᠠᠭᠠᠥᠨ ᠢᠷᠡᠳᠡᠭ ᠪᠤᠯᠬᠤᠯ᠎ᠠ↗29ᠮᠦᠩᠭᠡ ᠬᠡᠭᠴᠢ ᠠᠭᠤᠯᠠ ᠪᠠᠨ ᠡᠵᠡᠨ ᠦᠭᠡᠢ ᠬᠠᠶᠠᠭᠠᠥᠨ↗30ᠮᠢᠩᠭᠠᠨ ᠲᠦᠮᠡᠨ ᠠᠯᠪᠠᠳᠠᠨ ᠵᠢᠨᠨ ᠨᠣᠶᠠᠨ ᠦᠭᠡᠢ ᠬᠠᠶᠠᠭᠠᠥᠨ↗31ᠴᠤᠤᠳᠠᠢ ᠴᠠᠭᠠᠨ ᠬᠠᠳᠤᠨ ᠵᠢᠨᠨ ᠵᠠᠯᠠᠭᠤ ᠦᠭᠡᠢ ᠬᠠᠶᠠᠭᠠᠥᠨ↗32ᠴᠢᠰᠤᠨ ᠤᠯᠠᠭᠠᠨ ᠬᠡᠥᠬᠡᠥᠨ ᠵᠢᠨᠨ ᠡᠵᠡᠨ ᠦᠭᠡᠢ ᠬᠠᠶᠠᠭᠠᠥᠨ↗33ᠠᠯᠳᠠᠨ ᠰᠢᠷᠭ᠎ᠠ ᠪᠠᠨ ᠲᠠᠭᠠᠭᠤᠯᠤᠭᠠᠤᠨ↗34ᠠᠯᠳᠠᠷ ᠨᠤᠶᠠᠨ ᠵᠢᠩᠭᠠᠷ ᠲᠤ↗35ᠦᠷᠭᠡᠨ ᠰᠠᠢᠬᠠᠨ ᠰᠦᠩᠴᠡᠢ ᠨᠢ ᠪᠤᠯᠥᠭ᠌ᠰᠠᠨ ᠶᠤᠮ ᠡ ᠰᠠᠨᠵᠠᠢ ᠬᠡᠨ᠎ᠡ ᠯᠠᠢ↗36ᠵᠠ ᠰᠠᠯᠬᠢᠨ ᠲᠠᠪᠠᠭᠳᠤ ᠶᠢᠨ ᠲᠠᠷᠠᠭ᠎ᠠ ᠰᠠᠭᠤᠳᠠᠭ↗37ᠪᠠᠭᠠᠳᠤᠷ ᠢ ᠴᠢᠨᠢ ᠬᠡᠯᠡᠭᠡᠥᠨ ᠢᠷᠡᠳᠡᠭ ᠪᠤᠯᠬᠤᠯ᠎ᠠ↗38ᠰᠠᠷᠪᠠᠢᠵᠥ ᠠᠥᠠᠬᠤᠭᠰᠠᠨ ᠢᠶᠠᠨ ᠶᠠᠷᠤ ᠠᠴᠠ ᠪᠠᠨ ᠠᠯᠳᠠᠳᠠᠭ ᠦᠭᠡᠢ↗39ᠰᠢᠷ᠎ᠠ ᠰᠦᠬᠡ ᠪᠡᠷ ᠴᠠᠪᠴᠢᠭᠰᠠᠨ   ᠢᠶᠡᠨ ᠶᠠᠷᠤ ᠠᠴᠠ ᠪᠠᠨ ᠦᠩᠭᠡᠷᠭᠡᠳᠡᠭ ᠦᠭᠡᠢ↗40ᠡᠭᠦᠳᠡᠭᠴᠢ ᠪᠤᠷᠤ ᠮᠠᠩᠨᠡᠢ ᠭᠡᠳᠡᠭ ᠪᠠᠭᠠᠳᠤᠷ ᠰᠠᠭᠤᠳᠠᠭ ᠰᠠᠨᠵᠠᠢ ᠬᠡᠨ᠎ᠡ ᠯᠠᠢ↗41ᠵᠠ ᠵᠡᠭᠦᠨ ᠪᠡᠶ᠎ᠠ ᠶᠢᠨ ᠰᠠᠭᠤᠳᠠᠭ ᠪᠠᠭᠠᠳᠤᠷ   ᠢ ᠴᠢᠨᠢ↗42ᠬᠡᠯᠡᠭᠡᠥᠨ ᠢᠷᠡᠳᠡᠭ ᠪᠤᠯᠬᠤᠯ᠎ᠠ↗43ᠪᠤᠭᠤᠷᠤᠯ ᠬᠠᠯᠵᠡᠨ ᠬᠦᠯᠦᠭ ᠢᠶᠡᠷ ᠢᠶᠡᠨ ᠢᠷᠡᠵᠤ↗44ᠪᠤᠭᠳᠠ ᠨᠤᠶᠠᠨ ᠵᠢᠩᠭᠠᠷ ᠬᠠᠭᠠᠨ ᠢ ᠲᠠᠭᠠᠭᠰᠠᠨ↗45ᠪᠤᠯᠤᠩᠬᠠᠢ ᠬᠦᠪᠡᠭᠦᠨ ᠲᠤᠭᠰᠢᠨ ᠬᠠᠷ᠎ᠠ ᠰᠠᠷᠠᠯ ᠰᠠᠭᠤᠪᠠ ᠬᠡᠨ᠎ᠡ ᠯᠠᠢ↗46ᠵᠠ ᠲᠣᠭᠰᠢᠨ ᠬᠠᠷ᠎ᠠ ᠰᠠᠷᠠᠯ  ᠤᠨ ᠴᠢᠨᠢ ᠳᠠᠷᠠᠭ᠎ᠠ ᠰᠠᠭᠤᠳᠠᠭ ᠪᠠᠭᠠᠲᠤᠷ ᠪᠣᠯᠬᠤᠯ᠎ᠠ↗47ᠴᠠᠪᠴᠢᠬᠤᠯ᠎ᠠ ᠴᠠᠭᠠᠨ ᠴᠢᠯᠠᠭᠤ ᠪᠣᠯᠳᠠᠭ↗48ᠣᠭᠲᠣᠯᠤᠠᠤ᠋ᠯ᠎ᠠ ᠤᠯᠠᠭᠠᠨ ᠴᠢᠯᠠᠭᠤ ᠪᠣᠯᠳᠠᠭ↗49ᠬᠠᠳᠠ ᠶ᠋ᠢᠨ ᠴᠢᠨᠡᠭᠡ ᠬᠠᠷ᠎ᠠ ᠰᠠᠬᠠᠯ ᠲᠠᠢ↗50ᠨᠠᠴᠢᠨ ᠱᠣᠩᠬᠣᠷ ᠭᠡᠳᠡᠭ ᠯᠡ ᠪᠠᠭᠠᠳᠤᠷ ᠰᠠᠭᠤᠪᠠ ᠭᠡᠨ᠎ᠡ ᠯᠠᠢ↗51ᠵᠠ ᠰᠠᠨᠰᠠᠷ ᠪᠦᠷᠭᠦᠳ ᠭᠡᠳᠡᠭ ᠪᠠᠭᠠᠳᠤᠷ  ᠢ ᠴᠢᠨᠢ ᠬᠡᠯᠡᠭᠡᠳ ᠢᠷᠡᠳᠡᠭ ᠪᠣᠯᠬᠤᠯ᠎ᠠ↗52ᠰᠥᠨᠢ ᠳᠤᠮᠳᠠ ᠨᠢ ᠪᠣᠯᠬᠤᠯ᠎ᠠ↗53ᠬᠠᠷ᠎ᠠ ᠪᠦᠷᠭᠦᠳ ᠪᠣᠯᠵᠤ↗54ᠬᠠᠰᠢᠶ᠎ᠠ ᠮᠠᠨᠠᠨ ᠳ᠋ᠤ᠌ ᠭᠠᠷᠳᠠᠭ↗55ᠡᠳᠦᠷ ᠲᠤ ᠪᠣᠯᠬᠤᠯ᠎ᠠ↗56ᠪᠣᠭᠣ ᠮᠠᠷᠠᠯ ᠪᠣᠯᠳᠠᠭ↗57ᠬᠠᠷᠭᠤᠭ ᠲᠠᠭᠤᠨ ᠭᠠᠷᠳᠠᠭ↗58ᠬᠠᠭᠠᠨ ᠨᠣᠶᠠᠨ ᠵᠢᠩᠭᠠᠷ ᠢ᠋ ᠴᠢᠨᠢ↗59ᠬᠠᠷᠠᠭᠤᠯᠵᠡᠢ  ᠭᠡᠳᠡᠭ ᠪᠠᠭᠠᠲᠤᠷ ᠪᠢᠰᠢᠶᠥ↗60ᠵᠠ ᠡᠨᠡ ᠣᠯᠠᠨ ᠪᠠᠭᠠᠲᠤᠷ ᠤ᠋ᠳ ᠢ᠋↗61ᠠᠭᠲᠠ ᠬᠦᠯᠦᠭ  ᠤᠨ ᠬᠤᠷᠳᠤᠨ ᠰᠢᠷᠦᠭᠦᠨ ᠬᠣᠶᠠᠷ  ᠢ↗62ᠦᠵᠡᠳᠡᠭ ᠭᠠᠵᠠᠷ ᠬᠠᠮᠢᠭ᠎ᠠ ᠪᠠᠢᠳᠠᠭ ᠪᠣᠯᠪᠠ ᠭᠡᠳ↗63ᠡᠭᠡᠷᠡᠮ᠎ ᠵᠡᠪᠰᠡᠭ  ᠤᠨ ᠬᠤᠷᠴᠠ ᠬᠠᠲᠠᠭᠤ ᠬᠣᠶᠠᠷ ᠢ᠋↗64ᠰᠦᠷᠳᠡᠭ ᠴᠠᠭ ᠨᠢ ᠬᠡᠵᠢᠶ᠎ᠡ ᠬᠠᠷᠠᠭᠤᠯᠬᠤ ᠪᠣᠯᠪᠠ ᠭᠡᠳ↗65ᠭᠤᠷ ᠭᠤᠷ  ᠢᠶᠠᠨ ᠠᠳᠬᠤᠯᠴᠠᠭᠠᠳ↗66ᠭᠤᠶ᠎ᠠ ᠭᠤᠶ᠎ᠠ ᠪᠠᠨ ᠪᠡᠵᠢᠯᠴᠡᠭᠠᠥᠨ↗67ᠡᠭᠡᠮ᠎ ᠳᠠᠯᠣ ᠪᠠᠨ ᠲᠠᠲᠠᠯᠴᠠᠭᠠᠥᠨ↗68ᠡᠢᠮᠤ ᠣᠯᠠᠨ ᠪᠠᠭᠠᠳᠤᠷᠴᠥᠥᠨ ᠯᠠ ᠶᠤᠮ ᠰᠠᠨᠵᠠᠢ ᠭᠡᠨ᠎ᠡ ᠯᠠᠢ↗
+ 写一段解读
无需登录,内容审核后公开。请勿留下联系方式。

一起聊聊

0 条主评论

第一段感受,也许就来自你。

无需登录,内容审核后公开。请勿留下联系方式。